双合尔山的传说 - 苏日娜
词:陶格唐嘎
曲:钟耐
1᠂ ᠦᠯᠦᠭᠡᠢ ᠬᠠᠢᠷᠠᠲᠠᠢ ᠨᠤᠲᠤᠭ ᠲᠤ ᠮᠢᠨᠢ
ᠦᠵᠡᠮᠵᠢ ᠪᠣᠯᠣᠭᠰᠠᠨ ᠱᠣᠩᠬᠣᠷ ᠠᠭᠤᠯᠠ ᠬᠦᠢ
ᠦᠩᠭᠡᠷᠡᠭᠰᠡᠨ ᠦ ᠳᠣᠮᠣᠭ ᠢ ᠴᠢᠨᠢ ᠳᠡᠯᠭᠡᠭᠡᠳ ᠬᠡᠯᠡᠪᠡᠯ ᠡ
ᠦᠯᠢᠭᠡᠷ ᠲᠡᠢ ᠪᠦᠭᠡᠳ ᠰᠣᠨᠢᠷᠬᠠᠯᠲᠠᠢ ᠶᠤᠮ ᠡ ᠬᠦᠢ
2᠂ ᠬᠠᠭᠠᠨ ᠬᠣᠷᠮᠣᠰᠲᠠ ᠶᠢᠨ ᠨᠠᠴᠢᠨ ᠱᠣᠩᠬᠣᠷ ᠨᠢ
ᠬᠠᠯᠢᠨ ᠰᠢᠷᠭᠤᠭᠰᠠᠨ ᠱᠣᠩᠬᠣᠷ ᠠᠭᠤᠯᠠ ᠬᠦᠢ
ᠬᠤᠪᠢᠯᠭᠠᠨ ᠨᠠᠨᠳᠢᠨ ᠨᠠᠪᠳᠠᠭ ᠰᠠᠪᠳᠠᠭ ᠨᠢ
ᠬᠣᠷᠴᠢᠨ ᠨᠤᠲᠤᠭ ᠢ ᠮᠢᠨᠢ ᠢᠪᠡᠭᠡᠭᠰᠡᠨ ᠶᠤᠮ ᠡ ᠬᠦᠢ
3᠂ ᠰᠠᠭᠤᠭᠠᠳ ᠲᠡᠭᠡᠭᠰᠡᠨ ᠭᠠᠵᠠᠷ ᠴᠢᠨᠢ
ᠱᠣᠩᠬᠣᠷ ᠠᠭᠤᠯᠠ ᠨᠢ ᠪᠣᠰᠣᠭᠰᠠᠨ ᠶᠤᠮ ᠡ ᠬᠦᠢ
ᠰᠣᠳᠣ ᠵᠢᠭᠦᠷ ᠢᠶᠡᠨ ᠳᠡᠯᠭᠡᠭᠰᠡᠨ ᠭᠠᠵᠠᠷ ᠲᠤ ᠴᠢᠨᠢ
ᠰᠣᠨᠢᠨ ᠬᠣᠶᠠᠷ ᠬᠠᠳᠠ ᠨᠢ ᠤᠷᠭᠤᠭᠰᠠᠨ ᠶᠤᠮ ᠡ ᠬᠦᠢ
4᠂ ᠰᠡᠭᠦᠯ ᠴᠢᠨᠢ ᠬᠦᠷᠦᠭᠰᠡᠨ ᠭᠠᠵᠠᠷ ᠲᠤ
ᠰᠡᠬᠦᠢᠭᠰᠡᠨ ᠴᠠᠭᠠᠨ ᠮᠠᠩᠬᠠ ᠪᠣᠯᠵᠤ ᠬᠣᠴᠣᠷᠣᠭᠰᠠᠨ ᠶᠤᠮ ᠡ ᠬᠦᠢ
ᠰᠠᠯᠵᠤ ᠶᠠᠳᠠᠭᠰᠠᠨ ᠤᠶᠠᠷᠠᠯ ᠤᠨ ᠨᠢᠯᠪᠤᠰᠤ ᠴᠢᠨᠢ
ᠴᠠᠯᠭᠢᠯᠠᠭᠰᠠᠨ ᠬᠣᠶᠠᠷ ᠨᠠᠭᠤᠷ ᠪᠣᠯᠵᠤ ᠬᠣᠴᠣᠷᠤᠭᠰᠠᠨ ᠶᠤᠮ ᠡ ᠬᠦᠢ